
ᠤᠭᠰᠠᠭᠠᠲᠠᠨ ᠵᠦᠢ ᠨᠡᠶᠢᠭᠡᠮ ᠵᠦᠢ ᠶᠢᠨ ᠳᠡᠭᠡᠳᠦ ᠰᠤᠷᠭᠠᠭᠤᠯᠢ ᠶᠢᠨ ᠲᠤᠭ ᠮᠠᠨᠳᠤᠭᠤᠯᠬᠤ ᠶᠣᠰᠤᠯᠠᠯ

2019 ᠤᠨ ᠤ 9 ᠰᠠᠷ᠎ᠠ ᠶᠢᠨ 16  ᠤ ᠥᠷᠯᠦᠭᠡ ᠶᠢᠨ 7 ᠴᠠᠭ ᠲᠤ᠂ ᠤᠭᠰᠠᠭᠠᠲᠠᠨ ᠵᠦᠢ ᠨᠡᠶᠢᠭᠡᠮ ᠵᠦᠢ ᠶᠢᠨ ᠳᠡᠭᠡᠳᠦ ᠰᠤᠷᠭᠠᠭᠤᠯᠢ ᠨᠢ ᠶᠡᠷᠦᠩᠬᠡᠶᠢᠯᠡᠭᠰᠡᠨ ᠠᠰᠠᠷ ᠤᠨ ᠡᠮᠦᠨ᠎ᠡ ᠲᠤᠭ ᠮᠠᠨᠳᠤᠭᠤᠯᠬᠤ ᠶᠣᠰᠤᠯᠠᠯ ᠶᠠᠪᠤᠭᠳᠠᠭᠤᠯᠵᠠᠢ᠃ ᠲᠤᠰ ᠤᠳᠠᠭᠠᠨ ᠤ ᠲᠤᠭ ᠮᠠᠨᠳᠤᠭᠤᠯᠬᠤ ᠶᠤᠰᠤᠯᠠᠯ ᠢ ᠤᠭᠰᠠᠭᠠᠲᠠᠨ ᠵᠦᠢ ᠨᠡᠶᠢᠭᠡᠮ ᠵᠦᠢ ᠶᠢᠨ ᠳᠡᠭᠡᠳᠦ ᠰᠤᠷᠭᠠᠭᠤᠯᠢ ᠶᠢᠨ ᠡᠪᠯᠡᠯ ᠤᠨ ᠬᠠᠷᠢᠭᠤᠴᠠᠭᠴᠢ ᠰᠦᠷᠲᠠᠢ ᠪᠠᠭᠰᠢ ᠡᠷᠬᠢᠯᠡᠵᠦ᠂ ᠳᠡᠭᠡᠳᠦ ᠰᠤᠷᠭᠠᠭᠤᠯᠢ ᠶᠢᠨ ᠪᠥᠬᠦ ᠰᠤᠷᠤᠭᠴᠢᠳ ᠣᠷᠤᠯᠴᠠᠵᠠᠢ᠃

ᠶᠣᠰᠣᠯᠠᠯ ᠤᠨ ᠡᠬᠢᠨ ᠳᠤ᠂ ᠤᠯᠤᠰ ᠤᠨ ᠲᠤᠭ ᠮᠠᠨᠳᠤᠭᠤᠯᠵᠣ᠂ ᠤᠯᠤᠰ ᠤᠨ ᠰᠦᠯᠳᠡ ᠳᠠᠭᠤᠣ ᠳᠠᠭᠤᠯᠠᠵᠠᠢ᠃

ᠶᠣᠰᠣᠯᠠᠯ ᠤᠨ ᠬᠤᠶᠠᠳᠣᠭᠠᠷ ᠲᠤ᠂ ᠤᠭᠰᠠᠭᠠᠲᠠᠨ ᠵᠦᠢ ᠨᠡᠶᠢᠭᠡᠮ ᠵᠦᠢ ᠶᠢᠨ ᠳᠡᠭᠡᠳᠦ ᠰᠤᠷᠭᠠᠭᠤᠯᠢ ᠶᠢᠨ ᠤᠭᠰᠠᠭᠠᠲᠠᠨ ᠵᠦᠢ ᠶᠢᠨ ᠠᠩᠭᠢ ᠶᠢᠨ ᠠᠭᠤᠳᠠᠮ ᠠᠴᠠ ︽ᠵᠠᠯᠠᠭᠤᠴᠣᠳ ᠤᠨ ᠡᠭᠦᠷᠭᠡᠯᠡᠯ ᠪᠣᠯᠣᠨ ᠴᠠᠭ ᠦᠶ᠎ᠡ ᠶᠢᠨ ᠡᠭᠦᠷᠭᠡ ᠬᠠᠷᠢᠭᠤᠴᠠᠯᠭ᠎ᠠ︾ ᠭᠡᠬᠦ ᠭᠤᠣᠯ ᠰᠡᠳᠦᠪᠲᠦ ᠣᠯᠣᠰ ᠶᠢᠨ ᠬᠠᠶᠢᠷᠠᠯᠠᠬᠤ ᠲᠤᠭ ᠤᠨ ᠳᠤᠤᠷᠠᠬᠢ ᠶᠠᠷᠢᠶ᠎ᠠ ᠲᠠᠯᠪᠢᠵᠠᠢ᠃ ᠨᠢᠭᠡ ᠦᠭᠡ ᠶᠢᠨ ᠬᠦᠮᠦᠨ ᠨᠢ ᠨᠢᠭᠡ ᠦᠶ᠎ᠡ ᠶᠢᠨ ᠬᠦᠮᠦᠨ ᠤ ᠪᠠᠨ ᠣᠷᠲᠣ ᠵᠠᠮ ᠤᠨ ᠠᠶᠠᠨ ᠪᠠᠶᠢᠨ᠎ᠠ᠃ ᠣᠳᠤ ᠶᠢᠨ ᠳᠡᠯᠡᠬᠡᠢ ᠶᠢᠷᠲᠢᠨᠴᠦ ᠡᠳᠦᠷ ᠠᠴᠠ ᠪᠠᠨ ᠡᠳᠦᠷ ᠰᠢᠨᠡᠳᠴᠦ᠂ ᠰᠢᠨ᠎ᠡ ᠴᠠᠭ ᠤᠨ ᠵᠠᠯᠠᠭᠤᠴᠤᠳ ᠨᠢ ᠳᠣᠮᠳᠠᠳᠣ ᠶᠢᠨ ᠦᠨᠳᠦᠰᠦᠲᠡᠨ ᠤ ᠠᠭᠤᠣ ᠶᠡᠭᠡ ᠰᠡᠷᠭᠦᠨ ᠮᠠᠨᠳᠣᠯᠲᠠ ᠶᠢᠨ ᠵᠠᠩᠭᠢᠯᠠᠭ᠎ᠠ ᠶᠢᠨ ᠦᠶ᠎ᠡ ᠳᠤ ᠪᠠᠶᠢᠵᠣ᠂ ᠢᠷᠡᠭᠡᠳᠦᠢ ᠳᠤ ᠴᠢᠨᠡᠭᠡᠯᠢᠭ ᠨᠡᠡᠶᠢᠭᠡᠮ ᠢ ᠪᠥᠬᠦ ᠲᠠᠯ᠎ᠠ ᠪᠠᠷ ᠪᠥᠲᠦᠭᠡᠨ ᠪᠠᠶᠢᠭᠤᠯᠬᠤ ᠪᠠ ᠨᠡᠶᠢᠭᠡᠮ ᠵᠢᠷᠣᠮᠲᠣ ᠣᠳᠤᠬᠢᠴᠢᠯᠠᠯᠲᠠ ᠶᠢᠨ ᠪᠥᠲᠦᠭᠡᠨ ᠪᠠᠶᠢᠭᠤᠯᠤᠯᠲᠠ ᠶᠢᠨ ᠭᠤᠣᠯ ᠬᠦᠴᠦᠨ ᠪᠣᠯᠬᠤ ᠨᠢ ᠯᠠᠪᠲᠠᠢ᠃ ᠶᠠᠷᠢᠶᠠᠨ ᠤ ᠡᠴᠦᠰ ᠲᠤ᠂ ᠠᠭᠤᠳᠠᠮ ᠠᠴᠠ ᠦᠨᠡᠨ ᠰᠡᠳᠬᠢᠯ ᠠᠴᠠ ᠪᠠᠨ᠄ ︽ᠡᠬᠡ ᠤᠯᠤᠰ ᠤᠨ ᠮᠢᠨᠢ ᠮᠣᠳᠣ ᠬᠡᠵᠢᠶᠡᠳᠡ ᠬᠤᠭᠤᠷᠠᠬᠤ ᠦᠭᠡᠢ᠂ ᠡᠬᠡ ᠤᠯᠤᠰ ᠤᠨ ᠮᠢᠨᠢ ᠴᠡᠴᠡᠭ ᠬᠡᠵᠢᠶᠡᠳᠡ ᠵᠤᠯᠭᠠᠷᠠᠬᠤ ᠦᠭᠡᠢ᠂ ᠡᠬᠡ ᠤᠯᠤᠰ ᠤᠨ ᠮᠢᠨᠢ ᠤᠰᠤ ᠡᠭᠦᠷᠢᠳᠡ ᠤᠷᠤᠰᠬᠠᠯ ᠲᠠᠰᠤᠷᠠᠬᠤ ᠦᠭᠡᠢ ᠪᠠᠶᠢᠭᠠᠰᠠᠢ︾ ᠭᠡᠵᠦ ᠬᠦᠰᠡᠨ ᠵᠦᠩᠨᠡᠭᠰᠡᠨ ᠪᠠᠶᠢᠨ᠎ᠠ᠃

ᠶᠣᠰᠣᠯᠠᠯ ᠤᠨ ᠡᠴᠦᠰ ᠲᠤ᠂ 2019 ᠣᠨ ᠤ ᠳᠦᠷᠪᠡᠨ ᠰᠤᠷᠤᠭᠴᠢ ᠶᠢᠨ ᠲᠥᠯᠦᠭᠡᠯᠡᠭᠴᠢ ᠠᠴᠠ ᠬᠠᠩᠭᠢᠨᠠᠮ᠎ᠠ ᠥᠨᠳᠦᠷ ᠳᠠᠭᠤᠨ ᠢᠶᠠᠷ᠂ ᠰᠡᠳᠬᠢᠯ ᠳᠣᠭᠳᠤᠯᠤᠮ᠎ᠠ ᠪᠠᠷ ︽ᠬᠠᠮᠲᠤ ᠪᠠᠷ ᠳᠤᠮᠳᠠᠳᠣ ᠶᠢᠨ ᠬᠦᠰᠡᠯᠡᠩ ᠢ ᠲᠡᠷᠭᠡᠯᠰᠢᠯᠡᠭᠦᠯᠦᠶ᠎ᠡ︾ ᠭᠡᠵᠦ ᠡᠬᠡ ᠣᠯᠣᠰ ᠢᠶᠠᠨ ᠮᠠᠭᠲᠠᠨ ᠳᠠᠭᠤᠯᠠᠭᠰᠠᠨ ᠰᠢᠯᠦᠭ ᠰᠢᠯᠦᠭᠯᠡᠵᠡᠢ᠃

ᠮᠠᠨ ᠤ ᠲᠤᠭ ᠮᠠᠨᠳᠣᠭᠤᠯᠬᠤ ᠶᠣᠰᠣᠯᠠᠯ ᠠᠳᠡ ᠬᠦᠷᠦᠭᠡᠳ ᠠᠮᠵᠢᠯᠲᠠ ᠲᠠᠢ ᠥᠨᠳᠦᠷᠯᠡᠯ᠎ᠡ᠃

 