
ᠣᠭᠰᠠᠭᠠᠲᠠᠨ ᠵᠦᠢ ᠨᠡᠶᠢᠭᠡᠮ ᠵᠦᠢ ᠶᠢᠨ ᠳᠡᠭᠡᠳᠣ ᠰᠣᠷᠭᠠᠭᠤᠯᠢ ᠶᠢᠨ 《ᠶᠥᠮᠦᠷᠯᠢᠭ ᠵᠠᠯᠠᠭᠤᠰ》 ᠬᠤᠱᠣᠩ ᠱᠤᠭ ᠤᠨ ᠣᠷᠣᠯᠳᠣᠭᠠᠨ

ᠮᠠᠨ ᠤ ᠳᠡᠭᠡᠳᠣ ᠰᠣᠷᠭᠠᠭᠤᠯᠢ ᠨᠢ ᠰᠣᠷᠣᠭᠴᠢᠳ ᠤᠨ ᠢᠶᠠᠨ ᠰᠣᠷᠭᠠᠭᠤᠯᠢ ᠶᠢᠨ ᠬᠦᠷᠢᠶᠡᠨ ᠤ ᠠᠮᠢᠳᠣᠷᠠᠯ ᠢ ᠨᠢ ᠪᠠᠶᠠᠯᠢᠭᠵᠢᠭᠤᠯᠵᠣ ᠰᠣᠷᠣᠭᠴᠢᠳ ᠤᠨ ᠢᠶᠠᠨ ᠢᠳᠡᠪᠬᠢᠲᠠᠢ‌‍ᠴᠢᠨᠠᠷ ᠪᠠ ᠴᠤᠭ ᠵᠢᠪᠬᠤᠭ᠎ᠠ ᠶᠢ ᠨᠢ ᠢᠯᠡᠷᠡᠭᠦᠯᠬᠦ ᠶᠢᠨ ᠲᠥᠯᠦᠭᠡ ᠭᠤᠷᠪᠠᠨ ᠰᠠᠷ᠎ᠠ ᠶᠢᠨ ᠠᠷᠪᠠᠨ ᠵᠢᠷᠭᠤᠭᠠᠨ ᠤ ᠦᠳᠡ ᠶᠢᠨ ᠬᠤᠶᠢᠨ᠎ᠠ ᠶᠢᠨ ᠵᠢᠷᠭᠤᠭᠠᠨ ᠴᠠᠭ ᠲᠤ ︿︿ᠶᠥᠮᠦᠷᠯᠢᠭ ᠵᠠᠯᠠᠭᠤᠰ﹀﹀ ᠬᠤᠱᠣᠩ ᠱᠤᠭ ᠤᠨ ᠣᠷᠣᠯᠳᠣᠭᠠᠨ ᠢᠶᠠᠨ ᠡᠬᠢᠯᠡᠭᠦᠯᠣᠯ᠎ᠡ᠃ ᠲᠣᠰ ᠣᠳᠠᠭᠠᠨ ᠤ ᠣᠷᠣᠯᠳᠣᠭᠠᠨ ᠳᠤ ᠰᠦᠷᠲᠠᠢ ᠪᠠᠭᠰᠢ᠂ ᠣᠶᠣᠨᠪᠢᠯᠢᠭ᠌ ᠪᠠᠭᠰᠢ ᠂ ᠢᠦ ᠰᠢᠨ ᠯᠦᠨ ᠪᠠᠭᠰᠢ ᠂ ᠶᠡᠨ ᠳ᠋ᠦᠩ ᠳ᠋ᠦᠩ ᠪᠠᠭᠰᠢ ᠂ ᠰᠣᠷᠣᠭᠴᠢᠳ ᠤᠨ ᠬᠤᠷᠠᠯ ᠤᠨ ᠲᠡᠷᠢᠭᠦᠯᠡᠭᠴᠢ ᠶᠢᠨ ᠪᠥᠯᠬᠦᠮ ᠤᠨ ᠣᠷᠠᠨ᠎ᠠ ᠂ ᠨᠠᠨᠳᠢᠨ᠂ ᠣᠷᠢᠬᠠᠨ ᠨᠠᠷ ᠬᠢᠨᠠᠭᠴᠢ ᠶᠢᠨ ᠠᠵᠢᠯ  ᠢ ᠡᠭᠦᠷᠭᠡᠯᠡᠪᠡ᠃ ᠰᠣᠷᠣᠭᠴᠢᠳ ᠨᠠᠷ ᠢᠳᠡᠪᠬᠢᠲᠠᠢ ᠣᠷᠣᠯᠴᠠᠵᠣ᠂ ᠠᠭᠤᠷ ᠠᠮᠢᠰᠬᠤᠯ ᠪᠠᠶᠠᠷ ᠬᠥᠷ ᠲᠠᠢ ᠪᠣᠯᠪᠠ᠃

ᠱᠠᠩᠨᠠᠯ ᠣᠯᠭᠤᠭᠰᠡᠨ ᠪᠠᠶᠢᠳᠠᠯ᠄

ᠨᠢᠭᠡᠳᠦᠭᠡᠷ ᠲᠡᠰ ᠲᠤ᠄17 ᠣᠨ ᠤ ᠣᠭᠰᠠᠭᠠᠲᠠᠨ ᠵᠦᠢ ᠶᠢᠨ ᠠᠩᠭᠢ ᠶᠢᠨ ᠵᠥᠴᠦᠭᠡ ︿︿ᠣᠶᠣᠲᠠᠨ ᠴᠢᠷᠢᠭ﹀﹀᠃

ᠬᠤᠶᠠᠳᠣᠭᠠᠷ ᠲᠡᠰ ᠲᠤ᠄18 ᠣᠨ ᠤ ᠨᠡᠶᠢᠭᠡᠮ ᠤᠨ ᠠᠩᠭᠢ ᠶᠢᠨ ᠵᠥᠴᠦᠭᠡ ︿︿ᠪᠠᠶᠠᠷ ᠵᠢᠷᠭᠠᠯ ᠲᠠᠢ ᠣᠯᠠᠪᠴᠢ﹀﹀᠃

ᠭᠤᠷᠪᠠᠳᠣᠭᠠᠷ ᠲᠡᠰ  ᠲᠤ᠄17ᠣᠨ ᠤ ᠨᠡᠶᠢᠭᠡᠮ ᠤᠨ ᠠᠩᠭᠢ ᠶᠢᠨ ᠵᠥᠴᠦᠭᠡ ︿︿ᠰᠣᠨᠢᠷᠬᠠᠯᠲᠣ ᠰᠣᠨᠢᠨ ᠮᠡᠳᠡᠭᠡ﹀﹀᠃

ᠲᠣᠰ ᠣᠳᠠᠭᠠᠨ ᠤ ᠣᠷᠣᠯᠳᠣᠭᠠᠨ ᠨᠢ ᠣᠭᠰᠠᠭᠠᠲᠠᠨ ᠵᠦᠢ᠂ ᠨᠡᠶᠢᠭᠡᠮ ᠵᠦᠢ᠂ ᠨᠡᠶᠢᠭᠡᠮ ᠤᠨ ᠠᠵᠢᠯ ᠤᠨ ᠲᠣᠰᠬᠠᠢ ᠮᠡᠷᠭᠡᠵᠢᠯ ᠤᠨ ᠰᠣᠷᠣᠭᠴᠢ ᠨᠠᠷ ᠤᠨ ᠨᠡᠶᠢᠭᠡᠮ ᠤᠨ ᠠᠰᠠᠭᠤᠳᠠᠯ  ᠳᠤ ᠵᠠᠳᠠᠯᠣᠯᠲᠠ ᠬᠢᠬᠦ ᠶᠢ ᠨᠡᠮᠡᠭᠳᠡᠭᠦᠯᠦᠭᠰᠡᠨ ᠪᠠ ᠲᠣᠰᠬᠠᠢ ᠮᠡᠷᠭᠡᠵᠢᠯ ᠤᠨ ᠢᠶᠠᠨ ᠬᠠᠷᠠᠴᠠ ᠪᠠᠷ ᠠᠰᠠᠭᠤᠳᠠᠯ ᠢ ᠬᠠᠷᠠᠬᠤ ᠶᠢ ᠠᠬᠢᠭᠤᠯᠵᠠᠢ᠃

 